宴歌_安达组合_Anda_union
ᠠᠯᠳᠠᠨ ᠨᠠᠷᠠᠨ ᠲᠤᠨᠤᠷᠠᠭᠰᠠᠨ ᠬᠥᠳᠡᠭᠡ ᠳ᠋ᠦ ᠪᠠᠨ
ᠠᠭᠯᠠᠭ ᠠᠭᠤᠯᠠᠰ ᠤᠨ ᠴᠠᠰᠤ ᠬᠠᠨᠵᠠᠷᠠᠵᠤ ᠪᠠᠶᠢᠨᠠ
ᠠᠩᠬᠠᠨ ᠤ ᠪᠤᠷᠤᠭᠠ ᠰᠢᠪᠡᠷᠡᠨ ᠵᠦᠰᠡᠷᠡᠬᠦ ᠳ᠋ᠦ
ᠠᠭᠢ ᠭᠠᠩᠭᠠ ᠶᠢᠨ ᠦᠨᠦᠷ ᠰᠡᠩᠭᠢᠨᠡᠵᠤ ᠯᠡ ᠪᠠᠶᠢᠨᠠ
ᠠᠮᠤᠭᠤᠯᠠᠩ ᠨᠠᠯᠠᠶᠢᠬᠤ ᠠᠶᠢᠯ ᠤᠨ ᠬᠣᠲᠠᠨ ᠳ᠋ᠦ ᠨᠢ
ᠨᠢᠯᠬᠠ ᠲᠥᠯ ᠦᠨ ᠳᠠᠭᠤ ᠴᠠᠩᠭᠢᠨᠠᠵᠤ ᠪᠠᠶᠢᠨᠠ
ᠨᠠᠶᠢᠷ ᠬᠦᠷ ᠢᠶᠡᠷ ᠬᠦᠷᠭᠡᠯᠡᠭᠰᠡᠨ ᠦᠷᠭᠦᠭᠡᠨ ᠳ᠋ᠦ ᠨᠢ
ᠨᠠᠶᠢᠷᠠᠭ ᠠᠶᠢᠷᠠᠭ ᠢᠶᠠᠷ ᠪᠢᠯᠬᠠᠨ ᠲᠦᠭᠦᠷᠴᠦ ᠯᠡ ᠪᠠᠶᠢᠨᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶᠠ
ᠠᠯᠢᠶᠠ ᠵᠢᠭᠠᠯ ᠢᠶᠠᠨ ᠡᠪᠡᠶᠢᠯᠡᠨ ᠳᠠᠭᠤᠯᠠᠶᠠ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶᠠ
ᠠᠷᠢᠭᠤᠨ ᠳᠠᠭᠱᠠᠨ ᠨᠤᠲᠤᠭ ᠢᠶᠠᠨ ᠳᠠᠭᠤᠯᠠᠶᠠ
ᠠᠮᠵᠢᠯᠲᠠ ᠪᠦᠲᠦᠭᠡᠯ ᠢᠶᠡᠨ ᠪᠡᠯᠭᠡᠯᠡᠨ ᠳᠠᠭᠤᠯᠠᠶᠠ
ᠪᠠᠬᠠᠷᠤᠨ ᠪᠡᠯᠭᠡᠯᠡᠨ ᠢᠷᠦᠭᠡᠨ ᠨᠠᠶᠢᠷᠯᠠᠨ
ᠠᠯᠤᠰ ᠤᠨ ᠬᠠᠷᠭᠤᠢ ᠪᠠᠨ ᠢᠷᠦᠭᠡᠨ
ᠠᠵᠠ ᠵᠢᠷᠭᠠᠯ ᠢᠶᠠᠨ ᠨᠠᠶᠢᠷᠯᠠᠨ ᠳᠠᠭᠤᠯᠠᠶᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶᠠ
ᠡᠪᠡᠢ ᠡᠪᠡᠢ ᠡᠪᠡᠢ ᠡᠪᠡᠢ
ᠠᠯᠢᠶᠠ ᠵᠢᠭᠠᠯ ᠮᠢᠨᠢ ᠡᠪᠡᠶ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶᠠ
ᠤᠷᠲᠤ ᠶᠢᠨ ᠳᠠᠭᠤᠨ ᠤ ᠰᠢᠷᠦᠩᠬᠠᠢ ᠡᠭᠡᠰᠢᠭ ᠲᠦ ᠨᠢ
ᠦᠷᠭᠡᠨ ᠲᠠᠯᠠ ᠨᠢ ᠤᠶᠠᠷᠠᠨ ᠤᠶᠠᠩᠭᠠᠷᠠᠵᠤ ᠪᠠᠶᠢᠨᠠ
ᠦᠷ ᠦᠨ ᠲᠤᠶᠠᠭᠠ ᠡᠵᠢ ᠶᠢᠨ ᠡᠩᠭᠡᠷ ᠲᠦ ᠲᠤᠰᠬᠤ ᠳ᠋ᠦ ᠨᠢ
ᠦᠩᠭᠡ ᠶᠢᠨ ᠰᠣᠯᠣᠩᠭᠠ ᠲᠠᠲᠠᠨ ᠲᠤᠶᠠᠭᠠᠷᠠᠵᠤ ᠪᠠᠶᠢᠨᠠ
ᠬᠠᠨ ᠬᠦᠪᠴᠢ ᠶᠢᠨ ᠦᠨᠳᠦᠷ ᠰᠠᠷᠢᠳᠠᠭ ᠲᠤ ᠨᠢ
ᠬᠠᠩᠭᠠᠢ ᠲᠠᠶᠢᠭᠠ ᠨᠢ ᠰᠦᠭᠯᠡᠶᠢᠨ ᠲᠦᠩᠭᠦᠶᠢᠵᠤ ᠪᠠᠶᠢᠨᠠ
ᠬᠠᠩᠬᠠᠷ ᠠᠪᠤ ᠮᠢᠨᠢ ᠬᠣᠶᠢᠮᠤᠷ ᠲᠤ ᠬᠠᠩᠬᠠᠶᠢᠬᠤ ᠳ᠋ᠦ ᠨᠢ
ᠬᠠᠨᠠᠲᠤ ᠭᠡᠷ ᠢ ᠠᠮᠤᠷ ᠲᠠᠶᠢᠪᠤᠩ ᠬᠤᠴᠢᠵᠤ ᠪᠠᠶᠢᠨᠠ
ᠠᠷᠢᠭᠤᠨ ᠳᠠᠭᠱᠠᠨ ᠨᠤᠲᠤᠭ ᠢᠶᠠᠨ ᠪᠠᠬᠠᠷᠤᠨ ᠳᠠᠭᠤᠯᠠᠶᠠ
ᠠᠮᠵᠢᠯᠲᠠ ᠪᠦᠲᠦᠭᠡᠯ ᠢᠶᠡᠨ ᠪᠠᠬᠠᠳᠤᠨ ᠳᠠᠭᠤᠯᠠᠶᠠ
ᠠᠯᠤᠰ ᠤᠨ ᠬᠠᠷᠭᠤᠢ ᠪᠠᠨ ᠢᠷᠦᠭᠡᠨ ᠳᠠᠭᠤᠯᠠᠶᠠ
ᠠᠵᠠ ᠵᠢᠷᠭᠠᠯ ᠢᠶᠠᠨ ᠨᠠᠶᠢᠷᠯᠠᠨ ᠳᠠᠭᠤᠯᠠᠶᠠ
ᠠᠬᠠᠰ ᠵᠠᠬᠠᠰ ᠢᠶᠠᠨ ᠬᠦᠨᠳᠦᠯᠡᠨ ᠳᠠᠭᠤᠯᠠᠶᠠ
ᠠᠬᠠᠨ ᠳᠡᠭᠦᠰ ᠢᠶᠡᠨ ᠬᠠᠶᠢᠷᠠᠯᠠᠨ ᠳᠠᠭᠤᠯᠠᠶᠠ
ᠠᠯᠢᠶᠠ ᠵᠢᠭᠠᠯ ᠡᠪᠡᠶᠢᠯᠡᠨ ᠳᠠᠭᠤᠯᠠᠶᠠ
ᠠᠨᠳᠠ ᠨᠠᠶᠢᠵᠠ ᠲᠠᠢ ᠪᠠᠨ ᠵᠣᠯᠭᠠᠨ ᠳᠠᠭᠤᠯᠠᠶᠠ
ᠦᠭᠡ ᠬᠠᠳᠠᠭᠴᠢ᠄ ᠰᠦᠮᠪᠦᠷ
右代宫藏臼-:好快乐的歌啊感觉蒙族的歌没有华语歌里那种要死要活的爱啊啥的大多数都是很开心很快乐的歌
一定要活在痛苦之中:不收藏了谁戳戳我我就回来听听
youmuren_orgil:金色阳光穿过雾霭融化山村乡野的雪连绵不绝的初雨中冷蒿百里香香味浓祥和慵懒的家庭中羊羔咩咩高亢响亮纵情欢歌的府邸中调制的酸马奶满溢长辈之间恭敬歌唱兄弟之间友爱歌唱顽皮小鬼快快歌唱与朋友们欢聚歌唱为神圣故乡歌唱为丰功伟绩歌唱留念着,恭贺着,祝颂着,欢腾着
SUM布尔:蒙古文滚动歌词已上传,由于蒙古文字体兼容问题每个设备显示不同,可能出现拼写错误,大家谅解
_BbNoodles:上歌手吧,咱蒙古族绝对输不了,超燃
